ᠠᠨᠭᠠᠷᠠ ᠮᠦᠷᠡᠨ ᠣ ᠡᠷᠭᠢ ᠬᠦᠷᠳᠡᠯ ᠠ ᠬᠠᠷ ᠠ ᠵᠠᠮ ᠢᠢᠠᠷ

ᠮᠢᠨᠣ ᠠᠪᠣ ᠣᠳᠣ 50 ᠭᠠᠷᠣᠬᠰᠠᠨ ᠦᠰᠦ ᠢᠢᠨ ᠪᠡᠨ ᠣᠭ ᠠᠴᠠ ᠪᠣᠭᠣᠷᠣᠯᠲᠣᠵᠣ᠃᠃᠃᠃᠃᠃᠃᠃᠃
ᠶᠠᠪᠣᠭ᠎ᠠ

ᠪᠣᠯᠣᠳ ᠣᠨ ᠪᠢᠯᠢᠭᠥᠳᠡᠢ

  ᠮᠣᠷᠢ ᠬᠥᠮᠦᠨ ᠲᠥᠷᠦᠯᠬᠢᠲᠡᠨ ᠤ ᠨᠡᠢᠭᠡᠮ ᠤᠨ ᠬᠥᠭᠵᠢᠯ ᠳᠦ ᠲᠤᠩ ᠶᠡᠬᠡ ᠭᠠᠪᠢᠶᠠᠠ ᠵᠢᠳᠬᠦᠯ ᠦᠵᠡᠭᠦᠯᠵᠡᠢ᠂  ᠨᠡᠩ ᠴᠤ ᠮᠠᠨ ᠤ ᠮᠣᠩᠭᠣᠯᠴᠤᠳ ᠲᠠᠢ ᠠᠮᠢ ᠢᠶᠡᠨ ᠬᠣᠯᠪᠤᠨ ᠳᠡᠯᠡᠬᠡᠢ ᠶᠢᠨ ᠲᠡᠦᠬᠡ ᠶᠢ ᠪᠢᠴᠢᠭᠯᠡᠭᠰᠡᠨ ᠪᠠᠢᠳᠠᠭ᠃  ᠬᠡᠷᠪᠡ ᠮᠣᠷᠢ ᠪᠠᠢᠭᠠ ᠦᠭᠡᠢ ᠪᠣᠯ ᠮᠠᠨ ᠤ ᠨᠡᠭᠦᠳᠡᠯ ᠰᠣᠶᠣᠯ ᠥᠨᠥ ᠶᠢᠨ ᠳᠡᠯᠡᠬᠡᠢ ᠶᠢᠨ ᠪᠣᠯᠪᠠᠰᠤᠨ ᠲᠠᠢ ᠵᠣᠯᠭᠠᠵᠤ ᠴᠢᠳᠠᠬᠤ ᠦᠭᠡᠢ ᠶᠤᠮ᠂ ᠵᠣᠯᠭᠠᠬᠤ ᠶᠢ ᠪᠠᠢᠲᠤᠭᠠᠢ ᠨᠡᠭᠦᠳᠡᠯ ᠰᠣᠶᠣᠯ ᠬᠡᠮᠡᠬᠦ ᠠᠭᠤᠤ ᠰᠣᠶᠣᠯ ᠪᠤᠢ ᠪᠣᠯᠵᠤ ᠴᠤ ᠴᠢᠳᠠᠬᠤ ᠦᠭᠡᠢ ᠶᠤᠮ᠂ ᠮᠣᠩᠭᠣᠯᠴᠤᠳ ᠴᠤ ᠪᠠᠢᠵᠤ ᠴᠢᠳᠠᠬᠤ ᠦᠭᠡᠢ ᠶᠤᠮ᠃
ᠥᠩᠭᠡᠷᠡᠭᠰᠡᠨ ᠳᠦ ᠮᠣᠷᠢ ᠶᠢ ᠬᠦᠮᠦᠰ ᠠᠶᠠᠨ ᠵᠠᠮ ᠳᠦ ᠤᠨᠤᠬᠤ᠂ ᠠᠴᠢᠶᠠᠠ ᠬᠥᠰᠭᠡᠨ ᠳᠦ ᠬᠥᠯᠦᠬᠦ ᠪᠠ ᠳᠠᠢᠨ ᠪᠠᠢᠯᠳᠤᠭᠠᠨ ᠳᠦ ᠬᠡᠷᠡᠭᠯᠡᠵᠦ ᠪᠠᠢᠵᠠᠢ᠃ ᠲᠡᠭᠡᠪᠡᠯ ᠥᠨᠥᠳᠥᠷ ᠪᠣᠯᠬᠤ ᠳᠤ ᠬᠥᠮᠦᠰ ᠮᠣᠷᠢ ᠶᠢ ᠶᠠᠭᠤᠨ ᠳᠤ ᠶᠠᠭᠠᠬᠢᠵᠤ ᠬᠡᠷᠡᠭᠯᠡᠵᠦ ᠪᠠᠢᠭᠠ ᠪᠣᠯ? ᠬᠣᠷᠢᠨ ᠨᠢᠭᠡᠳᠦᠭᠡᠷ ᠵᠠᠭᠤᠨ ᠪᠣᠯᠵᠤ ᠪᠥᠬᠦ ᠳᠡᠯᠡᠬᠡᠢ ᠪᠡᠷ ᠢᠶᠡᠨ ᠶᠡᠬᠡ ᠮᠠᠰᠢᠨᠴᠢᠯᠠᠯᠲᠠ ᠶᠢᠨ ᠴᠠᠭ ᠦᠶᠡᠡ ᠳᠤ ᠣᠷᠤᠭᠰᠠᠨ ᠡᠴᠡ ᠬᠣᠢᠰᠢ ᠮᠠᠯᠵᠢᠬᠤ ᠲᠠᠷᠢᠶᠠᠯᠠᠬᠤ ᠣᠷᠤᠨ ᠦᠭᠡᠢ ᠮᠣᠷᠢᠨ ᠤ ᠬᠡᠷᠡᠭᠯᠡᠭᠡ ᠪᠠᠭᠠᠰᠴᠠᠢ᠂ ᠬᠠᠷᠢᠨ ᠡᠨᠡ ᠦᠶᠡᠡ ᠪᠣᠯᠬᠤ ᠳᠤ ᠮᠣᠷᠢ ᠨᠢ ᠦᠢᠯᠡᠳᠪᠦᠷᠢᠯᠡᠯ ᠤᠨ ᠬᠡᠷᠡᠭᠴᠡᠭᠡ ᠡᠴᠡ ᠪᠡᠨ ᠰᠢᠯᠵᠢᠨ ᠬᠥᠮᠦᠰ ᠤᠨ ᠵᠤᠭᠠ ᠴᠡᠩᠭᠡᠯ ᠳᠤ ᠦᠢᠯᠡᠴᠢᠯᠡᠬᠦ ᠪᠣᠯᠤᠭᠰᠠᠨ ᠪᠠᠢᠨᠠᠠ᠃ ᠭᠣᠣᠯᠳᠠᠭᠤ ᠡᠯᠡᠡ ᠲᠥᠷᠦᠯ ᠤᠨ ᠮᠣᠷᠢᠨ ᠤᠷᠤᠯᠳᠤᠭᠠᠨ᠂ ᠠᠮᠠᠷᠠᠯᠲᠠ ᠵᠤᠭᠠᠴᠠᠯ ᠤᠨ ᠭᠠᠵᠠᠷ᠂ ᠪᠠᠶᠠᠴᠤᠤᠯ ᠤᠨ ᠰᠡᠯᠡᠭᠦᠴᠡᠬᠦ ᠳᠤ ᠤᠨᠤᠬᠤ ᠵᠡᠷᠭᠡ ᠦᠶᠡᠡ ᠳᠦ ᠬᠡᠷᠡᠭᠯᠡᠭᠳᠡᠳᠡᠭ ᠪᠣᠯᠵᠠᠢ᠃ ᠡᠭᠦᠨ ᠢ ᠳᠠᠭᠠᠯᠳᠤᠨ ᠮᠣᠷᠢᠨ ᠤ ᠡᠭᠦᠯᠳᠡᠷ ᠤᠭᠰᠠᠭᠠ ᠪᠡᠷ ᠨᠢ ᠠᠩᠭᠢᠯᠠᠭᠳᠠᠭᠰᠠᠨ ᠦᠨᠡᠡ ᠬᠠᠩᠰᠢ ᠪᠣᠯᠤᠨ ᠵᠡᠷᠭᠡ ᠳᠡᠰ ᠤᠨ ᠵᠡᠷᠭᠡᠯᠡᠯ ᠭᠠᠷᠴᠠᠢ᠃ ᠲᠡᠭᠡᠪᠡᠯ ᠮᠠᠨ ᠤ ᠮᠣᠩᠭᠣᠯ ᠮᠣᠷᠢ ᠶᠠᠮᠠᠷ ᠵᠡᠷᠭᠡᠯᠡᠯ ᠳᠤ ᠶᠠᠪᠤᠵᠤ ᠪᠠᠢᠭᠠ ᠪᠣᠯ? ᠪᠢᠳᠡ ᠬᠠᠮᠲᠤ ᠪᠡᠷ ᠳᠡᠯᠡᠬᠡᠢ ᠶᠢᠨ ᠰᠢᠯᠢᠳᠡᠭ ᠠᠷᠪᠠᠨ ᠡᠭᠦᠯᠳᠡᠷ ᠤᠨ ᠮᠣᠷᠢ ᠶᠢ ᠦᠵᠡᠶᠡᠡ!

1.ᠠᠷᠠᠪ ᠮᠣᠷᠢ — ᠲᠤᠰ ᠮᠣᠷᠢ ᠠᠷᠠᠪ ᠬᠤᠢᠭ ᠡᠴᠡ ᠭᠠᠷᠤᠯᠲᠠᠢ᠂ ᠤᠷᠲᠤ ᠬᠤᠭᠤᠴᠠᠭᠠᠨ ᠤ ᠡᠭᠦᠯᠳᠡᠷ ᠰᠠᠢᠵᠢᠷᠠᠭᠤᠯᠤᠯᠲᠠ ᠪᠡᠷ ᠳᠠᠮᠵᠢᠨ ᠪᠣᠢᠵᠢᠭᠰᠠᠨ ᠠᠳᠤᠭᠤᠨ ᠤ ᠲᠥᠷᠦᠯ ᠪᠣᠯᠤᠨᠠᠠ᠃ ᠠᠷᠠᠪ ᠮᠣᠷᠢ ᠨᠢ ᠪᠡᠶᠡᠡ ᠪᠡᠷ ᠳᠤᠮᠳᠠ ᠵᠡᠷᠭᠡ ᠪᠠᠢᠵᠤ ᠠᠭᠠᠰᠢ ᠵᠠᠩ ᠨᠣᠮᠤᠬᠠᠨ ᠰᠤᠷᠭᠠᠬᠤ ᠳᠤ ᠠᠮᠠᠷᠬᠠᠨ ᠡᠴᠡ ᠭᠠᠳᠠᠨᠠᠠ ᠤᠳᠤᠮᠯᠠᠯ ᠢᠶᠡᠷ ᠮᠠᠰᠢ ᠴᠢᠩᠭᠠ ᠪᠠᠢᠳᠠᠭ᠃ ᠠᠩᠭᠯᠢ ᠴᠡᠪᠡᠷ ᠴᠢᠰᠤᠨ ᠤ ᠮᠣᠷᠢ ᠵᠡᠷᠭᠡ ᠮᠠᠰᠢ ᠣᠯᠠᠨ ᠳᠡᠯᠡᠬᠡᠢ ᠶᠢᠨ ᠨᠡᠷᠡᠲᠦ ᠡᠭᠦᠯᠳᠡᠷ ᠤᠨ ᠮᠣᠷᠢᠳ ᠲᠤ ᠠᠷᠠᠪ ᠠᠳᠤᠭᠤᠨ ᠤ ᠴᠢᠰᠤ ᠤᠷᠤᠰᠴᠤ ᠪᠠᠢᠳᠠᠭ ᠶᠤᠮ᠃ ᠠᠷᠠᠪ ᠮᠣᠷᠢ ᠨᠢ ᠪᠡᠶ᠎ᠡ ᠪᠢᠯᠳᠠᠷ ᠪᠠ ᠥᠩᠭᠡ ᠵᠢᠰᠦᠮ ᠢᠶᠡᠷ ᠮᠠᠰᠢ ᠭᠣᠶᠣ ᠪᠠᠢᠳᠠᠭ᠃ 《ᠪᠦᠭᠡᠵᠢ ᠶᠢᠨ ᠡᠵᠡᠨ》ᠺᠢᠨᠤᠨ ᠳᠡᠭᠡᠷᠡᠬᠢ ᠭᠠᠨᠳᠣᠹ ᠤᠨ ᠤᠨᠤᠵᠤ ᠪᠠᠢᠭᠰᠠᠨ ᠮᠣᠷᠢ ᠪᠣᠯ ᠠᠷᠠᠪ ᠮᠣᠷᠢ ᠪᠣᠯᠤᠨᠠᠠ᠃


2.ᠠᠩᠭᠯᠢ ᠴᠡᠪᠡᠷ ᠴᠢᠰᠤᠨ ᠤ ᠮᠣᠷᠢ — ᠠᠩᠭᠯᠢ ᠴᠡᠪᠡᠷ ᠴᠢᠰᠤᠨ ᠤ ᠮᠣᠷᠢ ᠭᠡᠬᠦ ᠪᠡᠷ ᠣᠯᠠᠨ ᠬᠥᠮᠦᠰ ᠴᠡᠪᠡᠷ ᠠᠩᠭᠯᠢ ᠶᠢᠨ ᠴᠢᠰᠤᠨ ᠤᠳᠤᠮ ᠤᠨ ᠮᠣᠷᠢ ᠭᠡᠵᠦ ᠣᠢᠯᠭᠠᠳᠠᠭ᠃ ᠦᠨᠡᠨ ᠢ ᠬᠡᠯᠡᠪᠡᠯ ᠲᠡᠢᠮᠦ ᠪᠢᠰᠢ᠂ ᠡᠨᠡ ᠨᠢ ᠵᠥᠪᠬᠡᠨ ᠡᠨᠡᠬᠦ ᠡᠭᠦᠯᠳᠡᠷ ᠤᠨ ᠮᠣᠷᠢᠨ ᠳᠤ ᠯᠠ ᠬᠡᠷᠡᠭᠯᠡᠳᠡᠭ ᠲᠤᠰᠬᠠᠢ ᠨᠡᠷ᠎ᠡ ᠦᠭᠡ ᠶᠤᠮ᠃ 17 ᠳ᠋ᠤᠭᠠᠷ ᠵᠠᠭᠤᠨ ᠤ ᠦᠶ᠎ᠡ ᠳᠦ ᠠᠩᠭᠯᠢ ᠶᠢᠨ ᠢᠵᠠᠭᠤᠷᠲᠠᠳ ᠳ᠋ᠠᠷᠯᠢ ᠠᠷᠠᠪ(Darley Arabian) ᠭᠥᠳᠣᠯᠹᠢᠨ ᠠᠷᠠᠪ(Godolphin Arabian) ᠪᠠᠢᠧᠷᠯᠢ ᠲᠦᠷᠺ(Byerly Turk) ᠵᠡᠷᠭᠡ ᠭᠤᠷᠪᠠᠨ ᠮᠣᠷᠢ ᠶᠢ ᠲᠤᠰ ᠭᠠᠵᠠᠷ ᠤᠨ ᠢᠶᠡᠨ ᠭᠡᠭᠦᠦ ᠲᠠᠢ ᠬᠡᠭᠡᠯᠳᠦᠭᠦᠯᠦᠭᠡᠳ ᠭᠠᠷᠭᠠᠭᠰᠠᠨ ᠡᠭᠦᠯᠳᠡᠷ ᠶᠤᠮ᠃ ᠲᠤᠰ ᠮᠣᠷᠢ ᠣᠢᠷ᠎ᠠ ᠵᠠᠢ ᠶᠢᠨ ᠤᠷᠤᠯᠳᠤᠭᠠᠨ ᠳᠤ ᠲᠤᠩ ᠠᠯᠳᠠᠷᠲᠠᠢ ᠪᠠᠢᠵᠤ 1000 ᠮᠧᠲᠷ ᠤᠨ 53.7 ᠰᠧᠺᠦᠨ᠋ᠲ ᠤᠨ ᠠᠮᠵᠢᠯᠲᠠ ᠲᠠᠢ᠃ ᠡᠨᠡᠬᠦ ᠡᠭᠦᠯᠳᠡᠷ ᠨᠢ ᠤᠳᠤᠮᠯᠠᠯ ᠢᠶᠡᠷ ᠳᠤᠭᠲᠠᠭᠤᠨ᠂ ᠵᠣᠬᠢᠴᠠᠬᠤ  ᠴᠢᠳᠠᠪᠤᠷᠢ ᠴᠢᠩᠭᠠ ᠪᠠ ᠳᠡᠯᠡᠬᠡᠢ ᠳᠦ ᠮᠡᠳᠡᠷᠡᠭᠳᠡᠭᠰᠡᠨ ᠬᠤᠷᠳᠤᠨ ᠭᠦᠶᠦᠳᠡᠯ ᠲᠠᠢ ᠲᠤᠯᠠ ᠦᠨᠡᠡ ᠬᠠᠩᠰᠢ ᠨᠢ ᠲᠤᠩ ᠥᠨᠳᠦᠷ ᠪᠠᠢᠳᠠᠭ᠃



ᠠᠭᠤᠯᠭᠠ ᠶᠢᠨ ᠲᠤᠪᠴᠢ ᠄ ᠲᠤᠰ ᠦᠬᠦᠯᠡᠯ ᠳᠤ《 ᠾᠦᠩᠨᠦ 》ᠭᠡᠳᠡᠭ ᠦᠭᠡ ᠶᠢᠨ ᠲᠡᠦᠬᠡᠲᠦ ᠢᠷᠡᠯ ᠭᠠᠷᠣᠯ ᠢ ᠳᠣᠳᠣᠷᠬᠠᠢᠯᠠᠵᠦ ᠂ ᠣᠭ ᠨᠡᠷᠡᠡ ᠦᠭᠡᠨ ᠤ ᠮᠣᠩᠭᠣᠯ ᠦᠨᠳᠦᠰᠦᠲᠡᠨ ᠤ ᠲᠡᠦᠬᠡ ᠰᠣᠶᠣᠯ ᠤᠨ ᠲᠠᠨᠢᠨ ᠮᠡᠳᠡᠭᠦᠢ ᠶᠢᠨ ᠪᠠᠷᠢᠮᠵᠢᠶᠠᠠ ᠶᠢ ᠬᠢᠷᠬᠢᠨ ᠳᠣᠭᠲᠠᠭᠠᠪᠠᠯ ᠵᠦᠪ ᠪᠣᠯᠬᠤ ᠪᠠ ᠣᠷᠴᠢᠨ ᠴᠠᠭ ᠤᠨ ᠮᠣᠩᠭᠣᠯ  ᠬᠡᠯᠡ ᠬᠡᠷᠡᠭᠯᠡᠭᠡᠨ ᠳᠤ ᠶᠠᠭᠠᠬᠢᠵᠦ ᠶᠠᠷᠢᠵᠦ ᠪᠢᠴᠢᠵᠦ  ᠬᠡᠷᠡᠭᠯᠡᠪᠡᠯ  ᠵᠣᠬᠢᠬᠤ ᠳᠣᠬᠠᠢ ᠬᠡᠯᠡ ᠰᠣᠶᠣᠯ ᠪᠠ ᠲᠡᠦᠬᠡ ᠶᠢᠨ  ᠲᠠᠯᠠᠠ ᠠᠴᠠ ᠰᠢᠨᠵᠢᠯᠡᠬᠡ ᠬᠢᠵᠦ᠂ ᠦᠪᠡᠷ ᠤᠨ ᠦᠵᠡᠯᠲᠡ ᠪᠠᠨ ᠳᠡᠪᠰᠢᠭᠦᠯᠦᠭᠰᠡᠨ ᠪᠠᠢᠨᠠᠠ ᠃

ᠵᠠᠩᠭᠢᠯᠭᠠ ᠶᠢᠨ ᠦᠭᠡ ᠄《 ᠾᠦᠩᠨᠤ 》ᠭᠡᠳᠡᠭ  ᠨᠡᠷᠡᠡ ᠂ ᠲᠡᠭᠦᠨ ᠤ ᠣᠷᠴᠢᠨ ᠴᠠᠭ ᠤᠨ ᠮᠣᠩᠭᠣᠯ ᠬᠡᠯᠡᠨ ᠳᠤ ᠬᠢ ᠵᠦᠪ ᠳᠠᠭᠤᠳᠠᠯᠭᠠ ᠪᠢᠴᠢᠯᠭᠡ
ᠣᠷᠴᠢᠨ ᠴᠠᠭ ᠤᠨ ᠮᠣᠩᠭᠣᠯ ᠬᠡᠯᠡᠨ ᠳᠤ《 ᠾᠦᠩᠨᠦ 》ᠭᠡᠳᠡᠭ ᠨᠡᠷᠡᠡ ᠦᠭᠡ ᠶᠢ ᠪᠢᠳᠠ ᠮᠣᠩᠭᠣᠯ ᠦᠨᠳᠦᠰᠦᠲᠡᠨ ᠤ ᠲᠡᠦᠬᠡᠳᠦ ᠨᠡᠷᠡᠡ ᠶᠢᠨ ᠬᠣᠪᠢ ᠳᠤ ᠮᠦᠨ ᠡᠨᠡ《ᠾᠦᠩᠨᠦ》 ᠭᠡᠳᠡᠭ ᠶᠠᠩᠵᠦ ᠪᠡᠷ ᠨᠢ ᠬᠦᠯᠢᠶᠡᠨ  ᠠᠪᠴᠤ ᠬᠡᠷᠡᠭᠯᠡᠭᠰᠡᠭᠡᠷ ᠨᠡᠯᠢᠶᠡᠳ ᠣᠳᠠᠵᠠᠢ ᠃ ᠲᠡᠷᠡ ᠮᠦᠷᠲᠡᠭᠡᠨ ᠪᠦᠷ 《 ᠾᠦᠩᠨᠦ ᠊ ᠰᠢᠶᠦᠩᠨᠤ 》ᠭᠡᠵᠦ ᠬᠣᠯᠪᠣᠨ ᠬᠡᠷᠡᠭᠯᠡᠳᠡᠭ ᠪᠠᠢᠯᠠᠠ᠃ ᠲᠡᠭᠡᠪᠡᠯ ᠮᠠᠨ ᠤ ᠳᠡᠭᠡᠳᠦᠰ ᠤᠨ ᠨᠡᠷᠡᠡ ᠪᠣᠯᠵᠦ ᠪᠠᠢᠭᠠ ᠡᠨᠡ ᠦᠭᠡ ᠶᠢ ᠦᠨᠡᠬᠡᠷ ᠢᠩᠭᠢᠵᠦ ᠪᠢᠴᠢᠵᠦ ᠬᠡᠷᠡᠭᠯᠡᠬᠦ ᠨᠢ ᠵᠦᠪ ᠭᠡᠵᠦ   ᠦᠦ ? ᠣᠭ ᠣᠭᠰᠠᠭᠠᠲᠠᠳ ᠤᠨ ᠨᠡᠷᠡᠡ ᠶᠢᠨ ᠳᠣᠣᠷᠠᠠ ᠡᠭᠦᠰᠴᠦ ᠬᠦᠭᠵᠢᠭᠰᠡᠳ ᠤᠨ ᠬᠣᠢᠴᠢᠰ ᠪᠣᠯᠣᠭᠰᠠᠨ ᠤ ᠬᠣᠪᠢ ᠳᠤ   ᠦᠴᠦᠭᠡᠨ ᠰᠢᠨᠵᠢᠯᠡᠭᠡ ᠬᠢᠵᠦ ᠂ ᠣᠭ ᠦᠭᠡ ᠶᠢ ᠲᠠᠨᠢᠨ ᠮᠡᠳᠡᠭᠦᠢ ᠶᠢᠨ ᠶᠠᠮᠠᠷ ᠪᠠᠷᠢᠮᠵᠢᠶᠠᠨ ᠳᠤ ᠳᠦᠷᠢᠮᠵᠢᠭᠦᠯᠦᠨ ᠬᠡᠷᠡᠭᠯᠡᠪᠡᠯ  ᠵᠣᠬᠢᠬᠤ ᠳᠣᠬᠠᠢ ᠦᠪᠡᠷ ᠤᠨ ᠦᠵᠡᠯᠲᠡ ᠪᠠᠨ ᠳᠣᠪᠴᠢᠬᠠᠨ ᠦᠬᠦᠯᠡᠵᠦ᠂ ᠡᠷᠳᠡᠮᠲᠡᠨ ᠮᠡᠷᠭᠡᠳ ᠪᠠ ᠦᠨᠳᠦᠰᠦᠲᠡᠨ ᠳᠤ ᠪᠠᠨ ᠬᠠᠢᠷᠠᠲᠠᠢ ᠣᠩᠰᠢᠭᠴᠢ ᠣᠯᠠᠨ ᠳᠤ ᠪᠠᠨ ᠯᠠᠪᠯᠠᠯᠲᠠ ᠪᠣᠯᠭᠠᠨ ᠳᠡᠪᠰᠢᠭᠦᠯᠰᠦᠭᠡᠢ ᠃

ᠵᠣᠬᠢᠶᠠᠯ ᠤᠨ ᠦᠯᠡᠳᠡᠭᠰᠡᠨ ᠬᠡᠰᠡᠭ ᠢ ᠤᠩᠰᠢᠬᠤ